ᠻᠤᠮᠫᠶᠤᠢᠲ᠋ᠧᠷ ᠤᠨ ᠬᠠᠮᠠᠭᠠᠯᠠᠯᠲᠠ ᠲᠠᠦ ᠰᠢᠯᠢ ᠪᠢᠳᠡᠨ ᠳᠤᠷ ᠬᠡᠷᠡᠭᠲᠡᠢ ᠶᠤ︖
ᠨᠢᠳᠦᠨ ᠤ ᠰᠢᠯᠢ ᠠᠪᠤᠬᠤ ᠪᠦᠷᠢ ᠳᠤᠷ ᠴᠢᠨᠢ ᠯᠠ "ᠻᠣᠮᠫᠶᠦ᠋ᠲ᠋ᠧᠷ ᠤᠨ ᠬᠠᠮᠠᠭᠠᠯᠠᠯᠲᠠ ᠬᠢᠯᠭᠡᠬᠦ ᠦᠦ︖ "ᠭᠡᠵᠦ ᠠᠰᠠᠭᠤᠳᠠᠭ ᠪᠢᠵᠡ ᠳᠡ︖ ᠬᠠᠷᠢᠨ ᠪᠢᠳᠡ ᠪᠠᠢᠢᠩᠭᠤ ᠯᠠ ᠻᠣᠮᠫᠶᠦ᠋ᠲ᠋ᠧᠷ ᠂ ᠤᠲᠠᠰᠤ ᠰᠢᠷᠲᠡᠵᠦ ᠪᠠᠢᠢᠳᠠᠭ ᠪᠣᠯᠬᠤ ᠪᠠᠷ ᠮᠡᠳᠡᠭᠡᠵᠢ ᠯᠠ ᠬᠠᠮᠠᠭᠠᠯᠠᠯᠲᠠ ᠬᠢᠯᠭᠡᠨ᠎ᠡ᠃ ᠭᠡᠪᠴᠢ ᠡᠨᠡ ᠨᠢ ᠪᠢᠳᠡᠨ ᠳᠤᠷ ᠦᠨᠡᠬᠡᠷ ᠠᠰᠢᠭ ᠲᠠᠢ ᠶᠤ︖ ᠦᠭᠡᠢ︕ ᠬᠠᠷᠢᠨ ᠶᠠᠭᠠᠬᠢᠭᠠᠳ ᠭᠡᠳᠡᠭ ᠢ ᠣᠳᠤ ᠤᠩᠰᠢᠴᠠᠭᠠᠢᠠ᠃
ᠳᠡᠯᠭᠡᠴᠡ ᠶᠢᠨ ᠪᠤᠶᠤ ᠴᠡᠩᠭᠡᠷ ᠭᠡᠷᠡᠯ ᠤᠨ ᠬᠠᠮᠠᠭᠠᠯᠠᠯᠲᠠ ᠲᠠᠢ ᠰᠢᠯᠢ ᠶᠠᠭᠠᠬᠢᠳᠠᠭ ᠪᠡ︖
ᠬᠤᠳᠠᠯᠳᠤᠭᠴᠢᠳ ᠶᠡᠬᠡᠪᠴᠢᠯᠡᠨ "ᠡᠨᠡᠬᠦ ᠰᠢᠯᠢ ᠨᠢ ᠴᠡᠩᠬᠡᠷ ᠭᠡᠷᠡᠯ ᠡᠴᠡ ᠲᠠᠨ ᠤ ᠨᠢᠳᠤ ᠶᠢ ᠬᠠᠮᠠᠭᠠᠯᠵᠤ ᠬᠠᠷᠠᠭ᠎ᠠ ᠢ ᠮᠠᠭᠤᠳᠭ᠋ᠠᠬᠤ ᠦᠭᠡᠢ" ᠭᠡᠬᠦ ᠮᠡᠲᠤ ᠪᠡᠷ ᠬᠡᠯᠡᠭᠡᠳ᠂ ᠨᠢᠭᠡ ᠭᠡᠷᠡᠯ ᠭᠠᠷᠭᠠᠵᠤ ᠢᠷᠡᠭᠡᠳ "ᠡᠨᠡ ᠨᠢ ᠵᠦᠭᠡᠷ ᠰᠢᠯᠢ᠂ ᠡᠨᠡ ᠨᠢ ᠳᠡᠯᠭᠡᠴᠡ ᠶᠢᠨ ᠬᠠᠮᠠᠭᠠᠯᠠᠯᠲᠠ ᠲᠠᠢ ᠰᠢᠯᠢ" ᠭᠡᠳ ᠭᠡᠷᠡᠯ ᠲᠤᠰᠭ᠋ᠠᠬᠤ ᠪᠣᠯᠤᠨ᠎ᠠ᠃ ᠡᠨᠡ ᠦᠨᠡᠨ ᠤᠤ᠄ ᠲᠢᠢᠮᠤ᠂ ᠡᠨᠡ ᠦᠨᠡᠨ ᠲᠢᠢᠮᠤ ᠪᠣᠯ ᠶᠠᠭᠠᠬᠢᠭᠠᠳ ᠳᠡᠯᠭᠡᠴᠡ ᠶᠢᠨ ᠬᠠᠮᠠᠭᠠᠯᠠᠯᠲᠠ ᠲᠠᠢ ᠰᠢᠯᠢ ᠠᠪᠤᠬᠤ ᠳᠤᠷ ᠠᠰᠢᠭ ᠦᠭᠡᠢ ᠭᠡᠵᠦ᠄ ᠳᠡᠯᠭᠡᠴᠡ ᠪᠣᠯᠤᠨ ᠴᠡᠩᠬᠡᠷ ᠭᠡᠷᠡᠯ ᠤᠨ ᠲᠠᠯ᠎ᠠ ᠪᠠᠷ ᠳᠠᠷᠠᠭ᠎ᠠ ᠶᠢᠨ ᠭᠠᠷᠴᠠᠭ ᠡᠴᠡ ᠤᠩᠰᠢᠭᠠᠷᠠᠢ᠃
ᠴᠡᠩᠬᠡᠷ ᠭᠡᠷᠡᠯ ᠭᠡᠵᠤ ᠶᠠᠭᠤ ᠪᠡ︖
ᠴᠡᠩᠬᠡᠷ ᠭᠡᠷᠡᠯ ᠨᠢ ᠶᠠᠭ ᠰᠣᠨᠤᠰᠤᠭᠳᠠᠬᠤ ᠪᠠᠢᠢᠭ᠎ᠠ ᠰᠢᠭ ᠡ ᠁ ᠴᠡᠩᠬᠡᠷ ᠭᠡᠷᠡᠯ ᠶᠤᠮ᠃ ᠭᠡᠬᠦ ᠳᠡᠭᠡᠨ ᠶᠠᠭᠠᠬᠢᠭᠠᠳ ᠵᠦᠪᠬᠡᠨ ᠴᠡᠩᠬᠡᠷ ᠭᠡᠷᠡᠯ ᠢ ᠣᠨᠴᠠᠯᠠᠭᠠᠳ ᠪᠠᠢᠢᠨ᠎ᠠ ᠪᠡ ᠬᠡᠪᠡᠯ ᠴᠡᠩᠬᠡᠷ ᠭᠡᠷᠡᠯ /ᠳᠣᠯᠭᠢᠶᠠᠨ ᠤᠷᠲᠤ ᠨᠢ 380ᠨᠮ
ᠨᠠᠨᠥᠮᠧᠲ᠋ᠧᠷ ᠪᠤᠶᠤ ᠮᠡᠲ᠋ᠧᠷ ᠢ ᠲᠡᠷᠪᠤᠮ ᠬᠤᠪᠢᠶᠠᠭᠰᠠᠨ ᠲᠠᠢ ᠲᠡᠩᠴᠡᠭᠦᠦᠨᠮ
ᠨᠠᠨᠥᠮᠧᠲ᠋ᠧᠷ ᠪᠤᠶᠤ ᠮᠡᠲ᠋ᠧᠷ ᠢ ᠲᠡᠷᠪᠤᠮ ᠬᠤᠪᠢᠶᠠᠭᠰᠠᠨ ᠲᠠᠢ ᠲᠡᠩᠴᠡᠭᠦᠦ
ᠬᠡᠲᠦ ᠶᠠᠭᠠᠨ ᠲᠤᠶᠠᠭ᠎ᠠ (UV)
ᠬᠡᠲᠤ ᠶᠠᠭᠠᠨ ᠲᠤᠶᠠᠭ᠎ᠠ ᠭᠡᠵᠦ ᠳᠣᠯᠭᠢᠶᠠᠨ ᠤᠶᠷᠲᠤ ᠨᠢ 100-380 ᠨᠠᠨᠣᠮᠧᠲ᠋ᠧᠷ ᠪᠠᠢᠢᠬᠤ ᠨᠢᠳᠤ ᠪᠡᠷ ᠬᠠᠷᠠᠬᠤ ᠪᠣᠯᠣᠮᠵᠢ ᠦᠭᠡᠢ ᠭᠡᠷᠡᠯ ᠢ ᠬᠡᠯᠡᠳᠡᠭ᠃ ᠡᠨᠡᠬᠦ ᠭᠡᠷᠡᠯ ᠢ ᠤᠳᠠᠭᠠᠨ ᠬᠤᠭᠤᠴᠠᠭ᠎ᠠ ᠪᠠᠷ ᠬᠠᠷᠠᠬᠤ ᠨᠢ ᠨᠢᠳᠤ ᠢ ᠭᠡᠮᠲᠦᠭᠡᠭᠦ ᠡᠴᠡ ᠭᠠᠳᠠᠨ᠎ᠠ ᠪᠢᠢᠡ ᠪᠡᠨ UV ᠳᠣᠯᠭᠢᠶᠠᠨ ᠳᠤᠷ ᠬᠡᠲᠤ ᠤᠳᠠᠭᠠᠨ ᠪᠠᠢᠢᠯᠭᠠᠬᠤ ᠨᠢ ᠠᠷᠢᠰᠤ ᠲᠦᠯᠡᠬᠦ᠂ ᠠᠷᠢᠰᠤᠨ ᠤ ᠬᠣᠣᠷᠠᠲᠤ ᠬᠠᠪᠤᠳᠠᠷ ᠡᠭᠦᠰᠭᠡᠬᠦ ᠡᠷᠦᠰᠳᠡᠯ ᠲᠡᠢ ᠪᠠᠢᠢᠳᠠᠭ ᠪᠠᠢᠢᠨ᠎ᠠ᠃ ᠨᠠᠷᠠᠨ ᠤ ᠭᠡᠷᠡᠯ ᠤᠨ ᠨᠢᠭᠡ ᠬᠦᠷᠡᠬᠦ ᠦᠭᠡᠢ ᠬᠤᠪᠢ ᠨᠢ UV ᠪᠠᠢᠢᠳᠠᠭ ᠪᠦᠭᠡᠳ ᠡᠭᠦᠨ ᠤ ᠡᠭᠦᠰᠭᠡᠵᠦ ᠴᠢᠳᠠᠬᠤ ᠬᠠᠮᠤᠭ ᠤᠨ ᠠᠶᠤᠮᠠᠷ ᠵᠦᠢᠯ ᠨᠢ ᠲᠠᠨ ᠤ ᠠᠷᠢᠰᠤ ᠶᠢ ᠲᠦᠯᠡᠬᠦ ᠶᠤᠮ /ᠮᠡᠳᠡᠭᠡᠵᠢ ᠨᠠᠷᠠ ᠶᠢ ᠰᠢᠲᠡᠵᠦ ᠪᠣᠯᠬᠤ ᠦᠭᠡᠢ ᠰᠢᠦ᠂ ᠤᠳᠠᠪᠠᠯ ᠠᠶᠤᠯᠲᠠᠢ/᠃ ᠮᠦᠨ ᠣᠷᠴᠢᠨ ᠦᠢ᠎ᠡ ᠶᠢᠨ LCD᠂ LED᠂ AMOLED ᠭᠡᠬᠦ ᠮᠡᠲᠤ ᠳᠡᠯᠴᠡᠭᠡ ᠨᠢ UV ᠳᠣᠯᠭᠢᠶᠠᠨ ᠣᠭᠲᠤ ᠢᠯᠭᠠᠷᠠᠭᠤᠯᠳᠠᠭ ᠦᠭᠡᠢ ᠭᠡᠳᠡᠭ ᠢ ᠬᠡᠯᠡᠬᠦ ᠳᠤᠷ ᠲᠠᠭᠠᠲᠠᠢ ᠪᠠᠢᠢᠨ᠎ᠠ᠃ ᠬᠠᠭᠤᠴᠢᠨ ᠤ ᠳᠡᠯᠭᠡᠴᠡ ᠲᠡᠢ ᠲᠥᠬᠦᠭᠡᠷᠦᠮᠵᠢ ᠨᠤᠭᠦᠳ ᠶᠢᠠᠨ ᠪᠠᠭ᠎ᠠ ᠠᠰᠢᠭᠯᠠᠬᠤ ᠶᠢ ᠰᠠᠨᠠᠭᠲᠤᠨ᠂ UV ᠢᠯᠭᠠᠷᠠᠭᠤᠯᠳᠠᠭ ᠰᠢᠦ︕
ᠳᠡᠯᠭᠡᠴᠡ ᠬᠠᠷᠠᠬᠤ ᠪᠠᠷ ᠶᠠᠭᠠᠬᠢᠭᠠᠳ ᠨᠢᠳᠤ ᠶᠠᠳᠠᠷᠠᠳᠠᠭ᠂ ᠬᠠᠷᠠᠭ᠎ᠠ ᠮᠠᠭᠤᠳᠠᠳᠠᠭ ᠪᠡ︖
ᠳᠡᠯᠭᠡᠴᠡ ᠬᠠᠷᠠᠬᠤ᠂ ᠶᠡᠷᠦᠩᠬᠡᠶ ᠳᠡᠭᠡᠨ ᠠᠩᠬᠠᠷᠤᠯ ᠶᠢᠠᠨ ᠲᠦᠪᠯᠡᠷᠡᠭᠦᠯᠡᠬᠦ ᠳᠡᠭᠡᠨ ᠪᠢᠳᠡ ᠨᠢᠳᠤ ᠪᠡᠨ ᠮᠠᠰᠢ ᠪᠠᠭ᠎ᠠ ᠠᠨᠢᠪᠴᠢᠳᠠᠭ ᠪᠠᠢᠢᠨ᠎ᠠ᠃ ᠨᠢᠳᠤ ᠪᠡᠨ ᠠᠨᠢᠪᠴᠢᠬᠤ ᠦᠭᠡᠢ ᠪᠠᠢᠢᠨ᠎ᠠ ᠭᠡᠳᠡᠭ ᠨᠢ ᠨᠢᠳᠤ ᠠᠮᠤᠷᠬᠠᠨ ᠬᠠᠭᠤᠷᠠᠶᠢᠰᠢᠨᠠ ᠭᠡᠰᠡᠨ ᠦᠭᠡ ᠪᠦᠭᠡᠳ ᠬᠠᠭᠤᠷᠠᠶᠢᠰᠢᠭᠰᠠᠨ ᠨᠢᠳᠤ ᠮᠠᠰᠢ ᠠᠮᠤᠷᠬᠠᠨ ᠶᠠᠳᠠᠷᠠᠨ᠎ᠠ᠃
ᠨᠢᠳᠤ ᠪᠡᠨ ᠬᠡᠷᠬᠢᠨ ᠬᠠᠮᠠᠭᠠᠯᠠᠬᠤ ᠪᠡ︖
20-20-20 ᠳᠦᠷᠢᠮ ᠢ ᠪᠠᠷᠢᠮᠲᠠᠯᠠ᠃ ᠳᠡᠯᠭᠡᠴᠡ ᠬᠠᠷᠠᠬᠤ ᠳᠠᠭᠠᠨ 20 ᠮᠢᠨᠦ᠋ᠲ ᠪᠦᠷᠢ ᠳᠡᠯᠭᠡᠴᠡ ᠡᠴᠡ ᠪᠡᠨ ᠪᠠᠭ᠎ᠠ ᠳᠠᠭᠠᠨ 20 ᠰᠧᠻᠦ᠋᠍᠍ᠨ᠍ᠳ᠋ 20 ᠠᠯᠬᠤᠮ ᠬᠣᠯᠳᠠ᠃ ᠡᠨᠡ ᠨᠢ ᠲᠠᠨ ᠤ ᠨᠢᠳᠤ ᠶᠢ ᠬᠠᠭᠤᠷᠠᠶᠢᠰᠢᠬᠤ᠂ ᠶᠠᠳᠠᠷᠠᠬᠤ ᠡᠴᠡ ᠬᠠᠮᠠᠭᠠᠯᠠᠨ᠎ᠠ᠃ ᠮᠦᠨ ᠳᠡᠯᠭᠡᠴᠡ ᠶᠢᠨ ᠶᠢᠠᠨ ᠭᠡᠷᠡᠯ ᠢ ᠲᠣᠬᠢᠷᠠᠭᠤᠯᠵᠤ᠂ ᠳᠡᠯᠭᠡᠴᠡ ᠡᠴᠡ ᠲᠣᠬᠤᠢ ᠵᠠᠢ ᠲᠠᠢ ᠰᠠᠭᠤᠭᠠᠷᠠᠢ᠃ ᠨᠢᠳᠤ ᠴᠢᠨᠢ ᠬᠠᠭᠤᠷᠠᠶᠢᠰᠢᠪᠠᠯ ᠬᠢᠮᠡᠯ ᠨᠢᠯᠪᠤᠰᠤ ᠳᠤᠰᠠᠭᠠᠭᠠᠷᠠᠢ︕ ᠨᠡᠭᠡᠷᠡᠨ 20-20-20 ᠳᠦᠷᠢᠮ ᠢ ᠪᠠᠷᠢᠮᠲᠠᠯᠠᠬᠤ ᠳᠤᠷ ᠲᠤᠰᠠᠯᠠᠬᠤ ᠫᠷᠥᠭᠷᠠᠮ ᠤᠳ ᠲᠠᠨ ᠤ ᠠᠰᠢᠭᠯᠠᠵᠤ ᠪᠤᠢ ᠴᠠᠬᠢᠮ ᠬᠦᠲᠦᠴᠢ᠂ ᠰᠢᠰᠲ᠋ᠧᠮ ᠳᠤᠷ ᠪᠤᠢ ᠰᠢᠦ᠂ "EyeCare", "20-20-20 rule" ᠭᠡᠬᠦ ᠮᠡᠲᠤᠴᠢᠯᠡᠨ ᠬᠠᠢᠢᠵᠤ ᠲᠠᠲᠠᠵᠤ ᠠᠪᠤᠭᠠᠷᠠᠢ᠃
ᠳ᠋ᠦᠩᠨᠡᠯᠲᠡ
ᠨᠠᠳᠠ ᠳᠤᠷ ᠲᠩᠷᠢ ᠡᠴᠡ ᠢᠷᠡᠵᠤ ᠪᠠᠢᠢᠭ᠎ᠠ ᠭᠡᠷᠡᠯ ᠡᠴᠡ ᠬᠠᠮᠠᠭᠠᠯᠠᠬᠤ ᠬᠡᠷᠡᠭ ᠦᠭᠡᠢ ᠪᠣᠯᠤᠨ᠎ᠠ᠃ ᠲᠧᠬ᠋ᠨᠣᠯᠣᠭᠢ ᠴᠢ ᠬᠦᠭᠵᠢᠭᠡᠳ ᠳᠡᠯᠭᠡᠴᠡ ᠶᠢᠨ ᠨᠢᠳᠤᠨ ᠳᠤᠷ ᠤᠴᠠᠷᠠᠭᠤᠯᠬᠤ ᠬᠣᠣᠷ᠎ᠠ ᠬᠦᠨᠦᠭᠡᠯ ᠮᠠᠰᠢ ᠪᠠᠭ᠎ᠠ ᠪᠣᠯᠵᠡᠢ᠃ ᠦᠪᠡᠷ ᠤᠨ ᠨᠢᠳᠤ ᠪᠡᠨ ᠠᠩᠬᠠᠷᠴᠤ ᠠᠮᠠᠷᠠᠭᠠᠬᠤ ᠨᠢ ᠬᠠᠮᠤᠭ ᠤᠨ ᠰᠠᠢᠢᠨ ᠠᠷᠠᠴᠢᠯᠠᠭ᠎ᠠ ᠶᠤᠮ ᠰᠢᠦ︕ ᠶᠠᠮᠪᠠᠷ ᠴᠤ ᠰᠢᠯᠢᠨ ᠳᠤᠷ ᠨᠠᠶ᠋ᠢᠳᠠᠬᠤ ᠬᠡᠷᠡᠭ ᠦᠭᠡᠢ᠃
Comments
Post a Comment