Mонгол улсын монгол бичгээр бичигдсэн сайтууд

ᠮᠣᠩᠭᠣᠯ ᠪᠢᠴᠢᠭ ᠲᠡᠢ ᠬᠣᠯᠪᠣᠭ᠎ᠠ ᠲᠠᠢ ᠮᠣᠩᠭᠣᠯ ᠰᠠᠢᠢᠲ  ᠤᠳ

ᠰᠠᠷᠠᠨ ᠡᠳᠦᠷ  ᠤᠨ ᠮᠡᠨᠳᠦ︕ ᠦᠨᠦᠳᠦᠷ 《ᠮᠣᠩᠭᠣᠯ》 ᠤᠯᠤᠰ  ᠤᠨ ᠮᠣᠩᠭᠣᠯ ᠪᠢᠴᠢᠭ  ᠶᠢᠠᠷ ᠪᠢᠴᠢᠭᠳᠡᠭᠰᠡᠨ ᠰᠠᠢᠢᠲ  ᠤᠳ  ᠶᠢᠨ ᠲᠠᠯ᠎ᠠ ᠪᠠᠷ ᠲᠣᠪᠵᠢ ᠪᠢᠴᠢᠯ᠎ᠡ᠃

1. ᠸᠢᠻᠢᠪᠢᠯᠢᠭ - ᠶᠡᠬᠡ ᠨᠡᠪᠲᠡᠷᠬᠡᠢ ᠲᠣᠯᠢ

ᠴᠢᠯᠥᠭᠡᠲᠦ ᠨᠡᠪᠡᠲᠷᠬᠡᠢ ᠲᠣᠯᠢ ᠤᠴᠢᠷ ᠬᠡᠨ ᠪᠦᠬᠦᠨ ᠨᠡᠢᠢᠲᠡᠯᠡᠯ ᠪᠢᠴᠢᠬᠦ᠂ ᠨᠡᠢᠢᠲᠡᠯᠡᠯ  ᠦᠳ ᠲᠣᠷ ᠵᠠᠰᠠᠪᠦᠷᠢ ᠬᠢᠬᠦ᠂ ᠤᠩᠰᠢᠬᠤ ᠪᠣᠯᠣᠮᠵᠢᠲᠠᠢ ᠪᠦᠭᠡᠳ ᠣᠶᠦᠲᠠᠨ ᠵᠠᠯᠠᠭᠤᠰ ᠲᠣᠷ ᠵᠣᠷᠢᠭᠤᠯᠠᠭᠰᠠᠨ ᠰᠢᠨᠵᠢᠯᠡᠬᠦ ᠤᠬᠠᠭᠠᠨ  ᠤ ᠨᠡᠢᠢᠲᠡᠯᠡᠯ  ᠦᠳ ᠲᠡᠢ᠃

2. ᠴᠠᠬᠢᠮ ᠮᠣᠩᠭᠣᠯ ᠨᠡᠷ᠎ᠡ ᠶ᠋ᠢᠨ ᠲᠣᠯᠢ

ᠮᠣᠩᠭᠣᠯ ᠪᠢᠴᠢᠭ  ᠶᠢᠠᠷ ᠬᠡᠷᠬᠢᠨ ᠨᠡᠷ᠎ᠡ ᠪᠡᠨ ᠪᠢᠴᠢᠬᠦ ᠪᠡᠨ ᠮᠡᠳᠡᠬᠦ ᠦᠭᠡᠢ ᠪᠠᠢᠢᠪᠠᠯ ᠦᠪᠡᠷ  ᠶᠢᠨ ᠨᠡᠷ᠎ᠡ  ᠶᠢ ᠻᠢᠷᠢᠯᠯ  ᠶᠢᠠᠷ ᠪᠢᠴᠢᠵᠦ ᠬᠠᠢᠢᠭᠠᠳ ᠬᠡᠷᠬᠢᠨ ᠪᠢᠴᠢᠳᠡᠭ  ᠶᠢ ᠬᠠᠷᠠᠬᠤ ᠪᠣᠯᠣᠮᠵᠢᠲᠠᠢ᠃ ᠣᠳᠤ ᠳᠠᠬᠢᠵᠤ ᠬᠦᠮᠦᠨ ᠡᠴᠡ ᠬᠡᠨ ᠭᠡᠬᠦ  ᠶᠢ ᠶᠠᠵᠤ ᠪᠢᠴᠢᠳᠡᠭ ᠪᠤᠢ ᠭᠡᠵᠦ ᠠᠰᠠᠭᠤᠬᠤ ᠬᠡᠷᠡᠭ ᠦᠭᠡᠢ ᠪᠣᠯᠤᠯ᠎ᠠ᠃

3. ᠮᠡᠳᠡᠭᠡᠵᠢ ᠭᠡᠭᠡ ᠬᠡᠷᠡᠭᠯᠡᠭᠦᠷ

ᠮᠣᠩᠭᠣᠯ ᠪᠢᠴᠢᠭ  ᠢᠢᠠᠷ ᠶᠠᠮᠠᠷ ᠴᠤ ᠭᠠᠷ᠂ ᠠᠫᠫ  ᠤᠨ ᠬᠡᠷᠡᠭ ᠦᠭᠡᠢ ᠪᠠᠷ ᠰᠢᠭᠤᠳ ᠪᠢᠴᠢᠭᠡᠷᠡᠢ︕ ᠶᠠᠭᠠᠷᠠᠯᠲᠠᠢ ᠦᠢ᠎ᠡ  ᠳᠤᠷ ᠪᠦᠷᠢ ᠬᠡᠷᠡᠭᠲᠡᠢ᠃ ᠬᠡᠷᠬᠢᠨ ᠪᠢᠴᠢᠬᠦ ᠵᠠᠭᠠᠪᠦᠷᠢ  ᠶᠢ ᠮᠠᠨ  ᠤ ᠪᠯᠣᠭ ᠡᠴᠡ ᠤᠩᠰᠢᠭᠠᠷᠠᠢ᠃

4. ᠮᠣᠩᠭᠣᠯ ᠲᠣᠯᠢ

ᠡᠨᠡ ᠨᠢ ᠴᠠᠬᠢᠮ ᠲᠣᠯᠢ ᠪᠢᠴᠢᠭ ᠪᠦᠭᠡᠳ ᠦᠭᠡ ᠪᠦᠷᠢ  ᠶᠢ ᠬᠡᠷᠬᠢᠨ ᠮᠣᠩᠭᠣᠯ ᠪᠢᠴᠢᠭ  ᠶᠢᠠᠷ ᠪᠢᠴᠢᠬᠦ  ᠶᠢ ᠬᠠᠷᠠᠭᠤᠯᠳᠠᠭ ᠴᠣᠷ  ᠭᠠᠭᠴᠠ ᠴᠠᠬᠢᠮ ᠲᠣᠯᠢ ᠶᠤᠮ᠃ ᠮᠡᠳᠡᠬᠦ ᠦᠭᠡᠢ ᠦᠭᠡ ᠪᠡᠨ ᠬᠦᠮᠦᠨ ᠡᠴᠡ ᠠᠰᠠᠭᠤᠬᠤ ᠱᠠᠭᠠᠷᠳᠠᠯᠭ᠎ᠠ ᠦᠭᠡᠢ ᠪᠣᠯᠤᠯ᠎ᠠ 😉᠃

5. ᠮᠣᠩᠭᠣᠯ ᠪᠢᠴᠢᠭ ᠹᠡᠢᠢᠰᠪᠦ᠋ᠻ ᠪᠦᠯᠦᠭ

ᠸᠧᠪ ᠰᠠᠢᠢᠲ ᠪᠢᠰᠢ ᠴᠤ ᠸᠧᠪ ᠰᠠᠢᠢᠲ ᠮᠡᠲᠤ ᠲᠣᠮ᠂ 100000 ᠣᠷᠴᠢᠮ ᠬᠡᠰᠢᠭᠦᠳ ᠲᠡᠢ᠂ ᠮᠠᠰᠢ ᠢᠳᠡᠪᠬᠢ ᠲᠡᠢ ᠪᠦᠯᠦᠭ᠃ ᠲᠠ ᠡᠨᠡ ᠪᠦᠯᠦᠭ ᠨᠡᠭᠳᠡᠭᠰᠡᠨ ᠶ᠋ᠢᠠᠷ ᠨᠡᠢᠢᠲᠡᠯᠡᠯ ᠤᠩᠰᠢᠵᠤ᠂ ᠪᠢᠴᠢᠵᠦ᠂ ᠮᠣᠩᠭᠣᠯ ᠪᠢᠴᠢᠭ ᠰᠤᠷᠠᠬᠤ ᠪᠣᠯᠣᠮᠵᠢᠲᠠᠢ᠃

6. ᠶᠡᠷᠦᠩᠬᠡᠶ᠋ᠢᠯᠡᠭᠴᠢ ᠶ᠋ᠢᠨ ᠰᠠᠢᠢᠲ

ᠪᠠᠷᠤᠭ ᠯᠠ ᠬᠠᠮᠤᠭ  ᠤᠨ ᠠᠩᠬᠠᠨ  ᠤ ᠮᠣᠩᠭᠣᠯ ᠪᠢᠴᠢᠭ  ᠶᠢᠠᠷ ᠮᠡᠳᠡᠭᠡ ᠪᠢᠴᠢᠵᠦ ᠡᠬᠢᠯᠡᠭᠰᠡᠨ ᠰᠠᠢᠢᠲ᠃ ᠵᠣᠴᠢᠯᠠᠵᠤ ᠦᠵᠡᠭᠡᠳ ᠮᠡᠳᠡᠭᠡ ᠨᠤᠭᠦᠳ  ᠶᠢᠠᠨ ᠤᠩᠰᠢᠭᠠᠷᠠᠢ 😇
ᠦᠭᠡᠷ᠎ᠡ ᠪᠢᠴᠢᠭᠡᠳᠦᠢ ᠰᠠᠢᠢᠲ ᠪᠠᠢᠢᠪᠠᠯ ᠰᠡᠳᠬᠢᠭᠳᠡᠯ ᠬᠡᠰᠡᠭ ᠲᠤᠷ ᠪᠢᠴᠢᠭᠡᠷᠡᠢ᠃ ᠨᠡᠭᠡᠷᠡᠨ ᠶᠠᠭᠠᠬᠢᠭᠠᠳ ᠲᠠ ᠡᠨᠡ ᠵᠢᠭᠰᠠᠭᠠᠯᠲᠠ  ᠳᠤᠷ ᠦᠪᠡᠷ  ᠶᠢᠨ ᠰᠠᠢᠢᠲ  ᠶᠢᠠᠨ ᠮᠡᠨᠵᠦ ᠪᠣᠯᠣᠬᠤ ᠭᠡᠵᠦ︖ ᠳᠠᠷᠠᠭ᠎ᠠ  ᠤᠨ ᠰᠠᠷᠠᠨ ᠡᠳᠦᠷ ᠰᠢᠨ᠎ᠡ ᠨᠡᠢᠢᠲᠡᠯᠡᠯ  ᠶᠢᠠᠷ ᠠᠭᠤᠯᠵᠠᠴᠠᠭᠠᠢ᠎ᠠ︕

Comments